[太阳][咖啡][鲜花]
Өгэдэй хаан
1186-1241
1229-1241 онд хаан суув.
Монголын эзэнт гүрний хоёрдугаар хаан, Чингисийн гуравдугаар хүү.
1229 онд хаанд өргөмжлөгдмөгцөө Монголын төрийн зохион байгуулалтын талаар хэд хэдэн арга хэмжээ авч, гүйцэтгэх үүргийг тодорхой болгон ,《Хааны санд хураах улсын нэгдсэн албан татварын хууль》-ийг гаргажээ. Улсын өртөөг өргөжүүлж, нийслэл Хар Хорумыг хөгжүүлсэн байна. Говь цөлд худаг гарган ,《Өнчдийг тэтгэх хан》байгуулжээ.
Өгэдэй хааны үед Умард Хятад, Ижил мөрийн Булгар, Рязаний Вант Улс, Польш, Унгарыг байлдан дагуулсан юм. Тэр бээр эзэлсэн орнуудад ноёрхолоо бэхжүүлж, ард түмнийг нь захирах бодлогоо чангатгаж байв.

ᠥᠭᠡᠳᠡᠢ ᠬᠠᠭᠠᠨ
1186-1241
1229-1241 ᠣᠨ ‍ᠳᠤ ᠬᠠᠭᠠᠨ ᠰᠠᠭᠤᠪᠠ ᠃
ᠮᠣᠩᠭᠣᠯ ‍ᠤᠨ ᠡᠵᠡᠨᠲᠦ ᠭᠦᠷᠦᠨ ‍ᠦ ᠬᠣᠶᠠᠳᠤᠭᠠᠷ ᠬᠠᠭᠠᠨ ᠂ ᠴᠢᠩᠭᠢᠰ ‍ᠦᠨ
ᠭᠤᠷᠪᠠᠳᠤᠭᠠᠷ ᠬᠦᠦ ᠃
1229 ᠣᠨ ‍ᠳᠤ ᠬᠠᠭᠠᠨ ‍ᠳᠤ ᠡᠷᠭᠦᠮᠵᠢᠯᠡᠭᠳᠡᠮᠡᠭᠴᠡ ᠎ᠪᠡᠨ ᠮᠣᠩᠭᠣᠯ ‍ᠤᠨ ᠲᠥᠷᠥ ‍ ‍ᠶ᠋ᠢᠨ ᠵᠣᠬᠢᠶᠠᠨ ᠪᠠᠶ᠋ᠢᠭᠤᠯᠤᠯᠲᠠ ‍ᠶ᠋ᠢᠨ ᠲᠠᠯ᠎ᠠ ᠎ᠪᠠᠷ ᠬᠡᠳᠦ ᠬᠡᠳᠦᠨ ᠠᠷᠭ᠎ᠠ ᠬᠡᠮᠵᠢᠶ᠎ᠡ ᠠᠪᠴᠤ ᠂ ᠭᠦᠢᠴᠡᠳᠬᠡᠬᠦ ᠡᠭᠦᠷᠭᠡ ‍ᠶ᠋ᠢ ᠲᠣᠳᠣᠷᠬᠠᠢ ᠪᠣᠯᠭᠠᠨ ᠂ 《 ᠬᠠᠭᠠᠨ ‍ᠤ ᠰᠠᠩ ‍ᠳᠤ ᠬᠤᠷᠢᠶᠠᠬᠤ ᠤᠯᠤᠰ ‍ᠤᠨ ᠨᠢᠭᠡᠳᠦᠭᠰᠡᠨ ᠠᠯᠪᠠᠨ ᠲᠠᠲᠠᠪᠤᠷᠢ ‍ᠶ᠋ᠢᠨ ᠬᠠᠤᠯᠢ 》 ‍ᠶ᠋ᠢ ᠭᠠᠷᠭᠠᠵᠠᠢ ᠃
ᠤᠯᠤᠰ ‍ᠤᠨ ᠥᠷᠲᠡᠭᠡ ‍ᠶ᠋ᠢ ᠥᠷᠭᠡᠵᠢᠭᠦᠯᠵᠦ ᠂ ᠨᠡᠶ᠋ᠢᠰᠯᠡᠯ ᠬᠠᠷᠠᠬᠣᠷᠣᠮ ‍ᠶ᠋ ᠬᠥᠭᠵᠢᠭᠦᠯᠦᠭᠰᠡᠨ ᠪᠠᠶ᠋ᠢᠨ᠎ᠠ᠃


ᠭᠣᠪᠢ ᠴᠦᠯ ‍ᠳᠦ ᠬᠤᠤᠳᠤᠭ ᠭᠠᠷᠭᠠᠨ ᠂ 《ᠥᠨᠥᠴᠢᠳ ‍ᠢ ᠲᠡᠳᠬᠦᠬᠦ ᠰᠠᠩ 》 ᠪᠠᠶ᠋ᠢᠭᠤᠯᠵᠠᠢ ᠃ ᠥᠭᠡᠳᠡᠢ ᠬᠠᠭᠠᠨ ‍ᠤ ᠦᠶ᠎ᠡ ‍ᠳᠦ ᠤᠮᠠᠷᠠᠲᠤ ᠬᠢᠲᠠᠳ ᠢᠵᠢᠯ ᠮᠥᠷᠡᠨ ‍ᠦ ᠪᠣᠯᠭᠠᠷ ᠂

ᠷᠢᠶᠠᠽᠡᠶᠠᠨ ‍ᠤ ᠸᠠᠩᠲᠤ ᠤᠯᠤᠰ ᠂ ᠫᠣᠯᠢᠱ ᠂ ᠥᠩᠭᠠᠷ ‍ᠢ ᠪᠠᠶ᠋ᠢᠯᠳᠤᠨ ᠳᠠᠭᠠᠭᠤᠯᠤᠭᠰᠠᠨ ᠶᠤᠮ᠃
ᠲᠡᠷᠡ ᠎ᠪᠡᠷ ᠡᠵᠡᠯᠡᠭᠰᠡᠨ ᠣᠷᠣᠨ ‍ᠦᠳ ᠎ᠲᠦ ᠨᠣᠶᠠᠷᠬᠠᠯ ‍ ‍ᠢᠶ᠋ᠠᠨ ᠪᠡᠬᠢᠵᠢᠭᠦᠯᠵᠦ ᠂ ᠠᠷᠠᠳ ᠲᠦᠮᠡᠨ ‍ᠢ ᠵᠠᠬᠢᠷᠬᠤ ᠪᠣᠳᠣᠯᠭ᠎ᠠ ᠎ᠪᠠᠨ ᠴᠢᠩᠭᠠᠳᠬᠠᠵᠤ ᠪᠠᠶ᠋ᠢᠪᠠ ᠃

ᠠᠲ᠋ᠶ᠋ᠯ ᠬᠠᠭᠠᠨ
434 ᠣᠨ ᠠ᠋ᠴᠠ ᠡᠬᠢᠯᠡᠨ ᠬᠠᠭᠠᠨᠴᠢᠯᠠᠭᠰᠠᠨ ᠾᠦᠩᠨᠦ ᠨᠠᠷ ‍ᠤᠨ ᠬᠠᠭᠠᠨ ᠃
406 ᠣᠨ ‍ᠤ ᠣᠷᠴᠢᠮ ᠲᠥᠷᠥᠵᠦ ᠂ 47 ᠨᠠᠰᠤᠯᠠᠵᠤ ᠂19 ᠵᠢᠯ ᠲᠥᠷᠥ ‍ᠶ᠋ᠢᠨ ᠡᠷᠬᠡ ᠪᠠᠷᠢᠬᠰᠠᠨ ᠃
ᠢᠵᠠᠭᠤᠷᠲᠠᠨ ᠳᠡᠭᠡᠳᠦᠰ ‍ᠦᠨ ᠮᠠᠲᠠᠯ ‍ᠳᠤ ᠬᠤᠪᠢᠶᠠᠭᠳᠠᠨ ᠵᠠᠬᠢᠷᠤᠭᠳᠠᠵᠤ ᠪᠠᠶ᠋ᠢᠬᠰᠠᠨ᠃


ᠾᠥ᠋ᠩᠨᠦᠴᠦᠳ ‍ᠢ ᠥᠪᠡᠷ ‍ᠦᠨ ᠤᠳᠤᠷᠢᠳᠤᠯᠭ᠎ᠠ ᠳᠣᠣᠷ᠎ᠠ ᠨᠢᠭᠡᠳᠭᠡᠵᠦ ᠨᠤᠲᠤᠭ ᠳᠡᠪᠢᠰᠬᠡᠷ ‍ᠦᠨ ᠬᠡᠮᠵᠢᠶ᠎ᠡ ᠎ᠪᠡᠷ ‍ᠢᠶ᠋ᠡᠨ ᠴᠢᠩᠭᠢᠰ ᠬᠠᠭᠠᠨ ᠲᠡᠭᠦᠨ ‍ᠦ ᠬᠥᠪᠡᠭᠦᠳ ᠂ ᠠᠴᠢ ᠨᠠᠷ ‍ᠤᠨ ᠪᠠᠶ᠋ᠢᠭᠤᠯᠤᠭᠰᠠᠨ ᠮᠣᠩᠭᠣᠯ ᠶᠡᠬᠡ ᠭᠦᠷᠦᠨ ‍ᠦ ᠳᠠᠷᠠᠭ᠎ᠠ ᠣᠷᠣᠬᠤ ᠤᠯᠤᠰ ‍ᠢ ᠂ ᠲᠡᠳᠡᠨ ᠎ᠡᠴᠡ ᠵᠢᠷᠭᠤᠭᠠᠨ ᠵᠠᠭᠤᠨ ‍ᠤ ᠡᠮᠦᠨ᠎ᠡ ᠧᠦ᠋ᠷᠣᠫᠠ ᠎ᠪᠠᠷ ᠲᠥᠪᠯᠡᠷᠡᠭᠦᠯᠦᠨ ᠪᠠᠶ᠋ᠢᠭᠤᠯᠤᠭᠰᠠᠨ ᠶᠤᠮ ᠃


ᠡᠨᠡ ᠭᠦᠷᠦᠨ ᠥᠷᠥᠨ᠎ᠡ ᠵᠦᠭ ᠎ᠲᠦ ᠷᠸᠢᠢᠨ ᠮᠥᠷᠡᠨ ᠂ ᠳᠣᠷᠣᠨ᠎ᠠ ᠵᠦᠭ ᠎ᠲᠦ ᠢᠵᠢᠯ ᠮᠥᠷᠡᠨ ᠂ ᠤᠮᠠᠷ᠎ᠠ ᠵᠦᠭ ᠎ᠲᠦ ᠪᠠᠯᠲ ‍ᠶ᠋ᠢᠨ ᠲᠠᠩᠭᠢᠰ ᠂ ᠡᠮᠦᠨ᠎ᠡ ᠵᠦᠭ ᠎ᠲᠦ ᠠᠳ᠌ᠷᠢ᠌ᠶᠠᠲ᠋ ‍ᠤᠨ ᠲᠠᠩᠭᠢᠰ ᠂ ᠢᠷᠡᠨ ᠎ᠲᠡᠢ ᠬᠢᠯᠢᠯᠡᠵᠦ ᠂ ᠭᠧᠷᠮᠠᠨ ᠂ ᠰᠯᠠᠸᠢᠶᠠᠨᠰ᠂ ᠰᠺᠹ ᠪᠣᠯᠤᠨ ᠪᠤᠰᠤᠳ ᠨᠡᠭᠦᠳᠡᠯᠴᠢᠨ ᠠᠷᠠᠳ ᠲᠦᠮᠡᠨ ‍ᠢ ᠵᠠᠰᠠᠭᠯᠠᠵᠤ ᠪᠠᠶ᠋ᠢᠪᠠ ᠃
ᠠᠲ᠋ᠢ᠍ᠯ ᠬᠠᠭᠠᠨ ‍ᠤ ᠦᠶ᠎ᠡ ‍ᠳᠦ ᠾᠥ᠋ᠩᠨᠦ ᠠᠶ᠋ᠢᠮᠠᠭ ‍ᠤᠳ ‍ᠤᠨ ᠬᠣᠯᠪᠣᠭ᠎ᠠ ᠬᠠᠮᠤᠭ ‍ᠤᠨ ᠶᠡᠬᠡ ᠬᠦᠴᠦᠷᠬᠡᠭᠵᠢᠭᠰᠡᠨ ᠃
430 ᠣᠨ ‍ᠤ ᠦᠶ᠎ᠡ ‍ᠳᠦ ᠠᠲ᠋ᠢ᠍ᠯ ‍ᠤᠨ ᠾᠥ᠋ᠩᠨᠦ ᠨᠠᠷ ᠣᠶ᠋ᠢᠷᠠᠯᠴᠠᠭ᠎ᠠ ᠎ᠪᠠᠷ600000-700000 ᠣᠷᠴᠢᠮ ᠪᠠᠶ᠋ᠢᠬᠰᠠᠨ ᠭᠡᠳᠡᠭ ᠃ ‍

ᠮᠣᠩᠭᠣᠯ ᠦᠰᠦᠭ — ᠴ · ᠬᠡᠰᠢᠭᠲᠣᠭᠲᠠᠬᠣ
ᠮᠥᠩᠬᠡ ᠲᠩᠷᠢ ᠶ᠋ᠢᠨ ᠬᠦᠴᠦᠨ ‍ᠳᠦ ᠵᠣᠬᠢᠶᠠᠭᠳᠠᠭᠰᠠᠨ ᠨᠠᠷᠠᠯᠢᠬ ᠦᠰᠦᠭ
ᠡᠩᠬᠡ ᠭᠦᠷᠦᠨ ‍ᠦ ᠡᠵᠡᠨ ‍ᠳᠦ ᠲᠠᠭᠠᠯᠠᠭᠳᠠᠭᠰᠠᠨ ᠰᠠᠷᠠᠯᠢᠬ ᠦᠰᠦᠭ
ᠥᠩᠭᠡ ᠶᠢᠷᠲᠢᠨᠴᠦ ᠶ᠋ᠢᠨ ᠥᠷᠥᠴᠡᠨ ‍ᠳᠦ ᠴᠣᠭᠴᠠᠯᠠᠭᠳᠠᠭᠰᠠᠨ ᠰᠦᠷᠯᠢᠭ ᠦᠰᠦᠭ
ᠬᠥᠷᠥᠩᠭᠡ ᠪᠤᠶᠠᠨ ‍ᠤ ᠬᠥᠮᠥᠷᠭᠡ ‍ᠳᠤ ᠥᠪᠯᠡᠭᠳᠡᠭᠰᠡᠨ ᠥᠷᠯᠥᠭ ᠦᠰᠦᠭ
ᠲᠩᠷᠢ ᠭᠠᠵᠠᠷ ‍ᠢ ᠬᠣᠯᠪᠣᠨ ᠰᠦᠨᠳᠡᠷᠯᠡᠭᠰᠡᠨ ᠬᠤᠪᠢᠯᠭᠠᠨ ᠦᠰᠦᠭ
ᠲᠡᠷᠲᠡᠭᠡ ᠣᠷᠴᠢᠯᠠᠩ ‍ᠤᠨ ᠳᠠᠯᠳᠠ ᠶ᠋ᠢ ᠮᠡᠳᠡᠭᠡᠯᠡᠭᠰᠡᠨ ᠳᠠᠷᠬᠠᠨ ᠦᠰᠦᠭ
ᠲᠡᠮᠡᠦᠯᠦᠨ ᠬᠦᠷᠬᠦ ᠢᠷᠡᠭᠡᠳᠦᠢ ᠶ᠋ᠢ ᠵᠥᠩᠨᠡᠭᠰᠡᠨ ᠰᠢᠲᠦᠭᠡᠨ ᠦᠰᠦᠭ
ᠲᠡᠮᠦᠵᠢᠨ ᠴᠢᠩᠭᠢᠰ ‍ᠤᠨ ᠡᠷᠭᠦᠨ ᠬᠡᠷᠡᠭᠯᠡᠭᠰᠡᠨ ᠲᠥᠷᠥ ᠶ᠋ᠢᠨ ᠦᠰᠦᠭ
ᠮᠠᠨᠳᠤᠬᠤ ᠲᠥᠷᠥ ᠶ᠋ᠢᠨ ᠡᠭᠦᠳᠡ ᠶ᠋ᠢ ᠨᠡᠭᠡᠭᠡᠭᠰᠡᠨ ᠲᠤᠯᠭᠤᠷ ᠦᠰᠦᠭ
ᠮᠠᠩᠭᠤᠰ ᠰᠢᠮᠨᠤᠰ ‍ᠤᠨ ᠡᠭᠦᠯᠡ ᠶ᠋ᠢ ᠬᠥᠭᠡᠭᠡᠭᠰᠡᠨ ᠪᠠᠭᠠᠲᠤᠷ ᠦᠰᠦᠭ
ᠮᠠᠩᠨᠤᠭ ᠲᠡᠦᠬᠡ ᠶ᠋ᠢᠨ ᠬᠥᠰᠢᠭᠡ ᠶ᠋ᠢ ᠢᠷᠠᠭᠰᠠᠨ ᠢᠵᠠᠭᠤᠷ ᠦᠰᠦᠭ
ᠮᠠᠯᠵᠢᠬᠤ ᠰᠣᠶᠣᠯ ‍ᠤᠨ ᠳᠡᠭᠡᠵᠢ ᠶ᠋ᠢ ᠲᠡᠭᠡᠭᠡᠭᠰᠡᠨ ᠳᠡᠯᠭᠡᠷ ᠦᠰᠦᠭ
ᠮᠤᠩᠬᠠᠭ ᠬᠠᠷᠠᠩᠭᠤᠢ ᠶ᠋ᠢ ᠰᠣᠶᠣᠨ ᠭᠡᠶ᠋ᠢᠭᠦᠯᠦᠭᠰᠡᠨ ᠭᠡᠭᠡᠨ ᠦᠰᠦᠭ
ᠮᠣᠩᠭᠣᠯ ᠨᠤᠲᠤᠭ ‍ᠢᠶ᠋ᠠᠨ ᠮᠠᠭᠲᠠᠨ ᠵᠢᠷᠤᠭᠯᠠᠭᠰᠠᠨ ᠪᠤᠷᠬᠠᠨ ᠦᠰᠦᠭ
ᠮᠣᠯᠣᠷ ᠡᠷᠳᠡᠨᠢ ᠶ᠋ᠢᠨ ᠰᠠᠩ ‍ᠢ ᠠᠬᠤᠭᠤᠯᠤᠭᠰᠠᠨ ᠷᠢᠳᠢ ᠶ᠋ᠢᠨ ᠦᠰᠦᠭ
ᠮᠣᠩᠭᠣᠯᠴᠤᠳ ᠪᠢᠳᠡᠨ ‍ᠦ ᠪᠢᠯᠢᠭ ‍ᠢ ᠬᠤᠷᠴᠠᠯᠠᠭᠰᠠᠨ ᠰᠢᠳᠢ ᠶ᠋ᠢᠨ ᠦᠰᠦᠭ
ᠬᠠᠭᠠᠨ ᠴᠢᠩᠭᠢᠰ ‍ᠦᠨ ᠵᠠᠷᠯᠢᠬ ‍ᠢ ᠤᠯᠠᠮᠵᠢᠯᠠᠭᠰᠠᠨ ᠬᠠᠳᠠᠨ ‍ᠤ ᠦᠰᠦᠭ
ᠬᠠᠮᠤᠭ ᠮᠣᠩᠭᠣᠯ ‍ᠤᠨ ᠰᠡᠳᠬᠢᠯ ‍ᠢ ᠰᠢᠩᠭᠡᠭᠡᠭᠰᠡᠨ ᠬᠠᠶ᠋ᠢᠷ᠎ᠠ ᠶ᠋ᠢᠨ ᠦᠰᠦᠭ
ᠭᠠᠳᠠᠭᠠᠳᠤ ᠳᠣᠲᠣᠭᠠᠳᠤ ᠶ᠋ᠢᠨ ᠬᠠᠷᠢᠯᠴᠠᠭ᠎ᠠ ᠶ᠋ᠢ ᠨᠡᠪᠲᠡᠷᠡᠭᠦᠯᠦᠭᠰᠡᠨ ᠭᠠᠶ᠋ᠢᠬᠠᠮᠰᠢᠬᠲᠤ ᠦᠰᠦᠭ
ᠭᠠᠨᠵᠤᠤᠷ ᠳ᠋ᠠᠨᠵᠤᠤᠷ ‍ᠢ ᠣᠷᠴᠢᠭᠤᠯᠤᠨ ᠬᠡᠪᠯᠡᠭᠦᠯᠦᠭᠰᠡᠨ ᠭᠠᠷᠮᠠᠭᠠᠢ ᠦᠰᠦᠭ
ᠮᠣᠷᠢᠨ ᠨᠢᠷᠤᠭᠤᠨ ‍ᠳᠦ ᠳᠣᠪᠲᠣᠯᠵᠤ ᠶᠠᠪᠤᠭᠠᠳ ᠲᠠᠲᠠᠯᠠᠳᠠᠭ ᠦᠰᠦᠭ
ᠮᠤᠬᠤᠯᠠᠭ ᠲᠡᠷᠭᠡᠨ ‍ᠳᠦ ᠰᠠᠭᠤᠵᠤ ᠪᠠᠶ᠋ᠢᠭᠠᠳ ᠰᠡᠶ᠋ᠢᠷᠡᠭᠦᠯᠳᠡᠭ ᠦᠰᠦᠭ
ᠬᠥᠭᠰᠢᠨ ᠬᠥᠮᠦᠨ ᠬᠣᠷᠢᠬᠠᠨ ᠡᠳᠦᠷ ᠎ᠲᠦ ᠨᠢᠳᠦᠯᠡᠳᠡᠭ ᠦᠰᠦᠭ
ᠬᠥᠭᠡᠷᠦᠬᠦᠨ ᠬᠡᠦᠬᠡᠳ ᠬᠡᠳᠦᠬᠡᠨ ᠨᠠᠰᠤᠨ ‍ᠳᠦ ᠳᠠᠰᠳᠠᠭ ᠦᠰᠦᠭ
ᠭᠠᠯᠪᠠ ᠬᠣᠷᠸ᠋᠎ᠠ ‍ᠳᠦ ᠭᠠᠭᠴᠠᠬᠠᠨ ᠣᠷᠣᠰᠢᠳᠠᠭ ᠪᠣᠰᠤᠭ᠎ᠠ ᠦᠰᠦᠭ
ᠭᠠᠵᠠᠷ ᠳᠡᠯᠡᠬᠡᠢ ‍ᠳᠦ ᠨᠢᠭᠡᠬᠡᠨ ᠪᠠᠶ᠋ᠢᠳᠠᠭ ᠵᠣᠭᠰᠣᠭ᠎ᠠ ᠦᠰᠦᠭ
ᠭᠠᠩᠭᠠᠩ ᠪᠠᠶ᠋ᠢᠭᠠᠯᠢ ᠶ᠋ᠢᠨ ᠽᠠᠨᠳᠠᠨ ᠮᠣᠳᠣ ᠰᠢᠬ ᠤᠷᠭᠤᠭ᠎ᠠ ᠦᠰᠦᠭ
ᠭᠠᠷᠤᠳᠢ ᠭᠠᠯᠪᠢᠩᠭ᠎ᠠ ᠶ᠋ᠢᠨ ᠳᠡᠪᠢᠯᠲᠡ ᠮᠡᠲᠦ ᠨᠢᠰᠦᠭᠡ ᠦᠰᠦᠭ
ᠥᠰᠢᠶᠡᠲᠡᠨ ᠳᠠᠶ᠋ᠢᠰᠤᠨ ‍ᠢ ᠳᠠᠷᠤᠬᠤ ᠶ᠋ᠢᠨ ᠲᠥᠯᠥᠭᠡ ᠪᠣᠰᠤᠭᠰᠠᠨ ᠦᠰᠦᠭ
ᠥᠯᠥᠨ ᠬᠣᠪᠳᠣᠭ ‍ᠢ ᠬᠥᠭᠡᠭᠡᠬᠦ ᠶ᠋ᠢᠨ ᠲᠤᠯᠠ ᠵᠣᠭᠰᠣᠭᠰᠠᠨ ᠦᠰᠦᠭ
ᠦᠨᠳᠦᠰᠦ ᠤᠭᠰᠠᠭ᠎ᠠ ᠎ᠪᠠᠨ ᠥᠰᠬᠡᠬᠦ ᠶ᠋ᠢᠨ ᠤᠴᠢᠷ ᠎ᠲᠤ ᠤᠷᠭᠤᠭᠰᠠᠨ ᠦᠰᠦᠭ
ᠦᠷ᠎ᠡ ᠬᠣᠶ᠋ᠢᠴᠢᠰ ‍ᠢᠶ᠋ᠠᠨ ᠬᠠᠮᠠᠭᠠᠯᠠᠬᠤ ᠶ᠋ᠢᠨ ᠲᠤᠰᠠ ‍ᠳᠤ ᠨᠢᠰᠦᠭᠰᠡᠨ ᠦᠰᠦᠭ
ᠨᠠᠷᠠᠯᠢᠬ ᠦᠰᠦᠭ ‍ᠢᠶ᠋ᠠᠨ ᠨᠠᠨᠳᠢᠩᠨᠠᠬᠤ ᠦᠭᠡᠢ ᠶᠠᠪᠤᠪᠠᠯ ᠨᠠᠮᠰᠢᠬᠤ ᠶ᠋ᠢᠨ ᠲᠡᠮᠳᠡᠭ
ᠰᠠᠷᠠᠯᠢᠬ ᠦᠰᠦᠭ ‍ᠢᠶ᠋ᠠᠨ ᠰᠠᠬᠢᠬᠤ ᠦᠭᠡᠢ ᠰᠠᠭᠤᠪᠠᠯ ᠰᠥᠨᠥᠬᠦ ᠶ᠋ᠢᠨ ᠰᠢᠯᠲᠠᠭ
ᠰᠦᠷᠯᠢᠭ ᠦᠰᠦᠭ ‍ᠢᠶ᠋ᠠᠨ ᠰᠤᠷᠬᠤ ᠦᠭᠡᠢ ᠪᠣᠯᠪᠠᠯ ᠰᠦᠢᠷᠡᠬᠦ ᠶ᠋ᠢᠨ ᠰᠡᠵᠢᠭ
ᠥᠷᠯᠥᠭ ᠦᠰᠦᠭ ‍ᠢᠶ᠋ᠠᠨ ᠡᠷᠭᠦᠬᠦ ᠦᠭᠡᠢ ᠬᠠᠶᠠᠪᠠᠯ ᠦᠬᠦᠬᠦ ᠶ᠋ᠢᠨ ᠥᠴᠢᠭ
ᠬᠤᠪᠢᠯᠭᠠᠨ ᠦᠰᠦᠭ ‍ᠢᠶ᠋ᠠᠨ ᠬᠤᠪᠢᠷᠠᠭᠤᠯᠤᠨ ᠰᠣᠯᠢᠪᠠᠯ ᠬᠣᠬᠢᠷᠠᠬᠤ ᠶ᠋ᠢᠨ ᠬᠢᠵᠢᠭ
ᠲᠥᠷᠥ ᠶ᠋ᠢᠨ ᠦᠰᠦᠭ ‍ᠢᠶ᠋ᠠᠨ ᠳᠡᠭᠡᠳᠦᠯᠡᠬᠦ ᠦᠭᠡᠢ ᠣᠷᠬᠢᠪᠠᠯ ᠲᠥᠭᠡᠷᠢᠬᠦ ᠶ᠋ᠢᠨ ᠵᠢᠱᠢᠭ
ᠲᠤᠯᠭᠤᠷ ᠦᠰᠦᠭ ‍ᠢᠶ᠋ᠠᠨ ᠲᠣᠭᠣᠬᠤ ᠦᠭᠡᠢ ᠭᠣᠯᠣᠪᠠᠯ ᠲᠡᠭᠦᠰᠬᠦ ᠶ᠋ᠢᠨ ᠲᠠᠮᠲᠤᠭ
ᠢᠵᠠᠭᠤᠷ ᠦᠰᠦᠭ ‍ᠢᠶ᠋ᠠᠨ ᠢᠷᠦᠭᠡᠬᠦ ᠦᠭᠡᠢ ᠣᠭᠣᠷᠪᠠᠯ ᠢᠯᠠᠭᠳᠠᠬᠤ ᠶ᠋ᠢᠨ ᠶᠠᠷᠰᠢᠬ
ᠭᠡᠭᠡᠨ ᠦᠰᠦᠭ ‍ᠢᠶ᠋ᠠᠨ ᠭᠡᠶ᠋ᠢᠭᠦᠯᠬᠦ ᠦᠭᠡᠢ ᠭᠡᠭᠡᠪᠡᠯ ᠭᠦᠢᠴᠡᠬᠦ ᠶ᠋ᠢᠨ ᠭᠠᠴᠢᠬ
ᠪᠤᠷᠬᠠᠨ ᠦᠰᠦᠭ ‍ᠢᠶ᠋ᠠᠨ ᠪᠦᠲᠦᠭᠡᠬᠦ ᠦᠭᠡᠢ ᠮᠠᠷᠲᠠᠪᠠᠯ ᠪᠠᠯᠠᠶ᠋ᠢᠷᠠᠬᠤ ᠶ᠋ᠢᠨ ᠪᠠᠯᠴᠢᠬ
ᠪᠣᠰᠤᠭ᠎ᠠ ᠦᠰᠦᠭ ‍ᠢᠶ᠋ᠠᠨ ᠪᠤᠯᠭᠢᠭᠤᠯᠬᠤ ᠦᠭᠡᠢ ᠬᠡᠪᠲᠡᠭᠦᠯᠪᠡᠯ ᠪᠤᠯᠠᠭᠳᠠᠬᠤ ᠶ᠋ᠢᠨ ᠪᠤᠷᠲᠠᠭ
ᠵᠣᠭᠰᠣᠭ᠎ᠠ ᠦᠰᠦᠭ ‍ᠢᠶ᠋ᠠᠨ ᠵᠢᠷᠤᠮᠯᠠᠬᠤ ᠦᠭᠡᠢ ᠵᠣᠯᠪᠢᠩᠳᠠᠪᠠᠯ ᠵᠣᠪᠠᠬᠤ ᠶ᠋ᠢᠨ ᠵᠣᠯᠢᠬ
ᠤᠷᠭᠤᠭ᠎ᠠ ᠦᠰᠦᠭ ‍ᠢᠶ᠋ᠠᠨ ᠤᠷᠭᠤᠭᠤᠯᠬᠤ ᠦᠭᠡᠢ ᠤᠨᠠᠭᠠᠪᠠᠯ ᠤᠷᠤᠭᠤᠳᠠᠬᠤ ᠶ᠋ᠢᠨ ᠤᠴᠢᠬ
ᠨᠢᠰᠦᠭᠡ ᠦᠰᠦᠭ ‍ᠢᠶ᠋ᠠᠨ ᠨᠢᠰᠬᠡᠬᠦ ᠦᠭᠡᠢ ᠳᠠᠷᠤᠪᠠᠯ ᠨᠢᠴᠤᠬᠤ ᠶ᠋ᠢᠨ ᠨᠦᠮᠵᠦᠭ
ᠮᠣᠩᠭᠣᠯ ᠪᠢᠴᠢᠭ ‍ᠤᠨ ‍ᠢᠶ᠋ᠠᠨ ᠵᠠᠮ ‍ᠢ ᠬᠠᠭᠠᠪᠠᠯ ᠮᠥᠯᠬᠥᠬᠦ ᠶ᠋ᠢᠨ ᠮᠤᠨᠤᠭ
ᠮᠣᠩᠭᠣᠯ ᠰᠣᠶᠣᠯ ‍ᠤᠨ ‍ᠢᠶ᠋ᠠᠨ ᠮᠥᠷ ‍ᠢ ᠪᠠᠯᠠᠯᠪᠠᠯ ᠮᠥᠬᠥᠬᠦ ᠶ᠋ᠢᠨ ᠢᠷᠮᠡᠭ ᠃


发布     👍 0 举报 写留言 🖊   
✋热门推荐
  • 萧逸到底是做了什么对不起你游的事?诺就问我为什么他能把颜色用成这样啊,我回去也模仿一下这个色块啊什么的。
  • 运动后来一口,真的超解渴的,超好喝的!爱美的你赶紧跟我一样囤它宜简 水光饮(华熙生物玻尿酸饮品)!
  • 根据方案,为推动直播电商产业集聚升级,北京市将支持企业搭建基于云原生的企业低代码开发平台,建立以数字驱动为核心的企业数据中台,打通消费数据公域和私域流量;支持首
  • 我可能真的大概也许就是肯定真的是来贵阳混吃混喝混住混完还混穿的[二哈][二哈]闺蜜Z做的柠檬无骨鸡爪是真的好吃[doge]!疯狂打call!感谢闺蜜W请吃的自助
  • !!
  • 他们希望有美满的家庭生活,所以敢娶美女的男人一定是一个有上进心、已经成功或者渴望成功并有能力的男人。水瓶美女水瓶美女的智慧是令你望尘莫及的,她们有兴致拜访许多你
  • #易烊千玺送你一朵小红花##易烊千玺代言特仑苏# 努力只为更好的去见你@TFBOYS-易烊千玺 扩群 本群只需一个号,每天50评,yx博随手一转给千千数据加个
  • #益起为爱[超话]#2022.6.9,连续公益第280天,开了新的一起捐大杰瑞昨天出来浪了半天又进去了,晒足180天,估计这耗是只能放弃了,无法理解除了公益打卡
  • 番組配信#スカパー #スペシャプラス 竹内朱莉 伊勢鈴蘭 /橋迫鈴/川名凜/平山遊季【不定期日闻翻译】|苏州翻译公司 #羽生结弦#ザギトワ 羽生結弦とのツーショ
  • 2017年,千山药机债务危机爆发,金额巨大的民间借贷、关联方资金占用、对外担保以及不明原因的资金收支事项让年报难产,本应2018年4月27日披露的2017年年度
  • 食客通过手机实时查看就餐场所食材加工情况,了解菜肴制作全过程;在超市购买白条鸡,扫描脚环上的二维码就可知道来源……如今,贵阳以创建国家食品安全示范城市为目标,运
  • 浙江省化妆品园区,一个以化妆品为主导的现代化工业园区浙江省唯一自带污水处理系统园区甲类原材料用量每月可达60吨园区有排污管道,水,电,天然气入户,电梯(3吨)已
  • #垚垚の日常# 写下这些话真的是百感交集时间真的好快 一下子新b就要上任了 我也要退休啦 这周六要和他们交接工作 仿佛学姐学长跟我们交接 就在昨天 到大二下就
  • 【缔美诗一直以追求“专业主义”】缔美诗在国内市场中开辟了独树一帜的“功能性护肤品+皮肤管理”连锁体系。掌握皮肤各种知识也不断在实践中寻求专业突破,运用专业线产品
  • 岁月,就是一轮维修机,有再多磨合都已不在重要,重要的是有一颗宽容,淡定,从容的心。其实我们的情绪都是由一些细微的,注意不到的高兴事儿来维持的,把一件件小事都做好
  • #姜东昊# #蜜嗓宝藏姜东昊# 【李国珠ins相关更新|3p】cr gookju [禁二改商用 转载请注明来源] #李国珠 #youngstreet #他
  • 而这背后就是此消彼长,苏联解体后,俄罗斯经济和社会崩溃,20多年里完全失去了更新战舰的能力,而中国则稳步研发并装备了各级战舰。就以被认为技术进步最迟缓的陆军为例
  • [开学季]解解别酸了再多说点我屏幕都得被你的硫酸腐蚀了[委屈]#刘雨昕[超话]##刘雨昕##刘雨昕人间玫瑰枪##刘雨昕正能量偶像##刘雨昕新专辑xanadu#投
  • #PUTI·定制# 美好面料 分享 美有自己的语言 ​​​ ​​​ ​ ​​​​​​ ​​​ ​​​ ​​​ ​​​ ​​​ ​​
  •   ……  “那好,现在我开始控制雷元素了。”  雷角兽刚想回答就收到了来自陌奇的威压,仿佛在告诉自己:“你小心点,我会一直看着你!