ᠥᠰᠬᠦ ᠎ᠡᠴᠡ ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ
ᠰᠠᠯᠵᠤ ᠪᠣᠯᠣᠰᠢ ᠦᠭᠡᠢ ᠣᠷᠣᠨ
ᠢᠯᠭᠤᠮ ᠰᠠᠶ᠋ᠢᠬᠠᠨ ᠮᠣᠩᠭᠣᠯ ᠬᠡᠯᠡ ᠎ᠪᠡᠨ
ᠢᠮᠠᠭᠲᠠ ᠪᠢ ᠬᠠᠶ᠋ᠢᠷᠠᠯᠠᠳᠠᠭ ᠃

ᠮᠣᠩᠭᠣᠯ ᠦᠰᠦᠭ — ᠴ · ᠬᠡᠰᠢᠭᠲᠣᠭᠲᠠᠬᠣ
ᠮᠥᠩᠬᠡ ᠲᠩᠷᠢ ᠶ᠋ᠢᠨ ᠬᠦᠴᠦᠨ ‍ᠳᠦ ᠵᠣᠬᠢᠶᠠᠭᠳᠠᠭᠰᠠᠨ ᠨᠠᠷᠠᠯᠢᠬ ᠦᠰᠦᠭ
ᠡᠩᠬᠡ ᠭᠦᠷᠦᠨ ‍ᠦ ᠡᠵᠡᠨ ‍ᠳᠦ ᠲᠠᠭᠠᠯᠠᠭᠳᠠᠭᠰᠠᠨ ᠰᠠᠷᠠᠯᠢᠬ ᠦᠰᠦᠭ
ᠥᠩᠭᠡ ᠶᠢᠷᠲᠢᠨᠴᠦ ᠶ᠋ᠢᠨ ᠥᠷᠥᠴᠡᠨ ‍ᠳᠦ ᠴᠣᠭᠴᠠᠯᠠᠭᠳᠠᠭᠰᠠᠨ ᠰᠦᠷᠯᠢᠭ ᠦᠰᠦᠭ
ᠬᠥᠷᠥᠩᠭᠡ ᠪᠤᠶᠠᠨ ‍ᠤ ᠬᠥᠮᠥᠷᠭᠡ ‍ᠳᠤ ᠥᠪᠯᠡᠭᠳᠡᠭᠰᠡᠨ ᠥᠷᠯᠥᠭ ᠦᠰᠦᠭ
ᠲᠩᠷᠢ ᠭᠠᠵᠠᠷ ‍ᠢ ᠬᠣᠯᠪᠣᠨ ᠰᠦᠨᠳᠡᠷᠯᠡᠭᠰᠡᠨ ᠬᠤᠪᠢᠯᠭᠠᠨ ᠦᠰᠦᠭ
ᠲᠡᠷᠲᠡᠭᠡ ᠣᠷᠴᠢᠯᠠᠩ ‍ᠤᠨ ᠳᠠᠯᠳᠠ ᠶ᠋ᠢ ᠮᠡᠳᠡᠭᠡᠯᠡᠭᠰᠡᠨ ᠳᠠᠷᠬᠠᠨ ᠦᠰᠦᠭ
ᠲᠡᠮᠡᠦᠯᠦᠨ ᠬᠦᠷᠬᠦ ᠢᠷᠡᠭᠡᠳᠦᠢ ᠶ᠋ᠢ ᠵᠥᠩᠨᠡᠭᠰᠡᠨ ᠰᠢᠲᠦᠭᠡᠨ ᠦᠰᠦᠭ
ᠲᠡᠮᠦᠵᠢᠨ ᠴᠢᠩᠭᠢᠰ ‍ᠤᠨ ᠡᠷᠭᠦᠨ ᠬᠡᠷᠡᠭᠯᠡᠭᠰᠡᠨ ᠲᠥᠷᠥ ᠶ᠋ᠢᠨ ᠦᠰᠦᠭ
ᠮᠠᠨᠳᠤᠬᠤ ᠲᠥᠷᠥ ᠶ᠋ᠢᠨ ᠡᠭᠦᠳᠡ ᠶ᠋ᠢ ᠨᠡᠭᠡᠭᠡᠭᠰᠡᠨ ᠲᠤᠯᠭᠤᠷ ᠦᠰᠦᠭ
ᠮᠠᠩᠭᠤᠰ ᠰᠢᠮᠨᠤᠰ ‍ᠤᠨ ᠡᠭᠦᠯᠡ ᠶ᠋ᠢ ᠬᠥᠭᠡᠭᠡᠭᠰᠡᠨ ᠪᠠᠭᠠᠲᠤᠷ ᠦᠰᠦᠭ
ᠮᠠᠩᠨᠤᠭ ᠲᠡᠦᠬᠡ ᠶ᠋ᠢᠨ ᠬᠥᠰᠢᠭᠡ ᠶ᠋ᠢ ᠢᠷᠠᠭᠰᠠᠨ ᠢᠵᠠᠭᠤᠷ ᠦᠰᠦᠭ
ᠮᠠᠯᠵᠢᠬᠤ ᠰᠣᠶᠣᠯ ‍ᠤᠨ ᠳᠡᠭᠡᠵᠢ ᠶ᠋ᠢ ᠲᠡᠭᠡᠭᠡᠭᠰᠡᠨ ᠳᠡᠯᠭᠡᠷ ᠦᠰᠦᠭ
ᠮᠤᠩᠬᠠᠭ ᠬᠠᠷᠠᠩᠭᠤᠢ ᠶ᠋ᠢ ᠰᠣᠶᠣᠨ ᠭᠡᠶ᠋ᠢᠭᠦᠯᠦᠭᠰᠡᠨ ᠭᠡᠭᠡᠨ ᠦᠰᠦᠭ
ᠮᠣᠩᠭᠣᠯ ᠨᠤᠲᠤᠭ ‍ᠢᠶ᠋ᠠᠨ ᠮᠠᠭᠲᠠᠨ ᠵᠢᠷᠤᠭᠯᠠᠭᠰᠠᠨ ᠪᠤᠷᠬᠠᠨ ᠦᠰᠦᠭ
ᠮᠣᠯᠣᠷ ᠡᠷᠳᠡᠨᠢ ᠶ᠋ᠢᠨ ᠰᠠᠩ ‍ᠢ ᠠᠬᠤᠭᠤᠯᠤᠭᠰᠠᠨ ᠷᠢᠳᠢ ᠶ᠋ᠢᠨ ᠦᠰᠦᠭ
ᠮᠣᠩᠭᠣᠯᠴᠤᠳ ᠪᠢᠳᠡᠨ ‍ᠦ ᠪᠢᠯᠢᠭ ‍ᠢ ᠬᠤᠷᠴᠠᠯᠠᠭᠰᠠᠨ ᠰᠢᠳᠢ ᠶ᠋ᠢᠨ ᠦᠰᠦᠭ
ᠬᠠᠭᠠᠨ ᠴᠢᠩᠭᠢᠰ ‍ᠦᠨ ᠵᠠᠷᠯᠢᠬ ‍ᠢ ᠤᠯᠠᠮᠵᠢᠯᠠᠭᠰᠠᠨ ᠬᠠᠳᠠᠨ ‍ᠤ ᠦᠰᠦᠭ
ᠬᠠᠮᠤᠭ ᠮᠣᠩᠭᠣᠯ ‍ᠤᠨ ᠰᠡᠳᠬᠢᠯ ‍ᠢ ᠰᠢᠩᠭᠡᠭᠡᠭᠰᠡᠨ ᠬᠠᠶ᠋ᠢᠷ᠎ᠠ ᠶ᠋ᠢᠨ ᠦᠰᠦᠭ
ᠭᠠᠳᠠᠭᠠᠳᠤ ᠳᠣᠲᠣᠭᠠᠳᠤ ᠶ᠋ᠢᠨ ᠬᠠᠷᠢᠯᠴᠠᠭ᠎ᠠ ᠶ᠋ᠢ ᠨᠡᠪᠲᠡᠷᠡᠭᠦᠯᠦᠭᠰᠡᠨ ᠭᠠᠶ᠋ᠢᠬᠠᠮᠰᠢᠬᠲᠤ ᠦᠰᠦᠭ
ᠭᠠᠨᠵᠤᠤᠷ ᠳ᠋ᠠᠨᠵᠤᠤᠷ ‍ᠢ ᠣᠷᠴᠢᠭᠤᠯᠤᠨ ᠬᠡᠪᠯᠡᠭᠦᠯᠦᠭᠰᠡᠨ ᠭᠠᠷᠮᠠᠭᠠᠢ ᠦᠰᠦᠭ
ᠮᠣᠷᠢᠨ ᠨᠢᠷᠤᠭᠤᠨ ‍ᠳᠦ ᠳᠣᠪᠲᠣᠯᠵᠤ ᠶᠠᠪᠤᠭᠠᠳ ᠲᠠᠲᠠᠯᠠᠳᠠᠭ ᠦᠰᠦᠭ
ᠮᠤᠬᠤᠯᠠᠭ ᠲᠡᠷᠭᠡᠨ ‍ᠳᠦ ᠰᠠᠭᠤᠵᠤ ᠪᠠᠶ᠋ᠢᠭᠠᠳ ᠰᠡᠶ᠋ᠢᠷᠡᠭᠦᠯᠳᠡᠭ ᠦᠰᠦᠭ
ᠬᠥᠭᠰᠢᠨ ᠬᠥᠮᠦᠨ ᠬᠣᠷᠢᠬᠠᠨ ᠡᠳᠦᠷ ᠎ᠲᠦ ᠨᠢᠳᠦᠯᠡᠳᠡᠭ ᠦᠰᠦᠭ
ᠬᠥᠭᠡᠷᠦᠬᠦᠨ ᠬᠡᠦᠬᠡᠳ ᠬᠡᠳᠦᠬᠡᠨ ᠨᠠᠰᠤᠨ ‍ᠳᠦ ᠳᠠᠰᠳᠠᠭ ᠦᠰᠦᠭ
ᠭᠠᠯᠪᠠ ᠬᠣᠷᠸ᠋᠎ᠠ ‍ᠳᠦ ᠭᠠᠭᠴᠠᠬᠠᠨ ᠣᠷᠣᠰᠢᠳᠠᠭ ᠪᠣᠰᠤᠭ᠎ᠠ ᠦᠰᠦᠭ
ᠭᠠᠵᠠᠷ ᠳᠡᠯᠡᠬᠡᠢ ‍ᠳᠦ ᠨᠢᠭᠡᠬᠡᠨ ᠪᠠᠶ᠋ᠢᠳᠠᠭ ᠵᠣᠭᠰᠣᠭ᠎ᠠ ᠦᠰᠦᠭ
ᠭᠠᠩᠭᠠᠩ ᠪᠠᠶ᠋ᠢᠭᠠᠯᠢ ᠶ᠋ᠢᠨ ᠽᠠᠨᠳᠠᠨ ᠮᠣᠳᠣ ᠰᠢᠬ ᠤᠷᠭᠤᠭ᠎ᠠ ᠦᠰᠦᠭ
ᠭᠠᠷᠤᠳᠢ ᠭᠠᠯᠪᠢᠩᠭ᠎ᠠ ᠶ᠋ᠢᠨ ᠳᠡᠪᠢᠯᠲᠡ ᠮᠡᠲᠦ ᠨᠢᠰᠦᠭᠡ ᠦᠰᠦᠭ
ᠥᠰᠢᠶᠡᠲᠡᠨ ᠳᠠᠶ᠋ᠢᠰᠤᠨ ‍ᠢ ᠳᠠᠷᠤᠬᠤ ᠶ᠋ᠢᠨ ᠲᠥᠯᠥᠭᠡ ᠪᠣᠰᠤᠭᠰᠠᠨ ᠦᠰᠦᠭ
ᠥᠯᠥᠨ ᠬᠣᠪᠳᠣᠭ ‍ᠢ ᠬᠥᠭᠡᠭᠡᠬᠦ ᠶ᠋ᠢᠨ ᠲᠤᠯᠠ ᠵᠣᠭᠰᠣᠭᠰᠠᠨ ᠦᠰᠦᠭ
ᠦᠨᠳᠦᠰᠦ ᠤᠭᠰᠠᠭ᠎ᠠ ᠎ᠪᠠᠨ ᠥᠰᠬᠡᠬᠦ ᠶ᠋ᠢᠨ ᠤᠴᠢᠷ ᠎ᠲᠤ ᠤᠷᠭᠤᠭᠰᠠᠨ ᠦᠰᠦᠭ
ᠦᠷ᠎ᠡ ᠬᠣᠶ᠋ᠢᠴᠢᠰ ‍ᠢᠶ᠋ᠠᠨ ᠬᠠᠮᠠᠭᠠᠯᠠᠬᠤ ᠶ᠋ᠢᠨ ᠲᠤᠰᠠ ‍ᠳᠤ ᠨᠢᠰᠦᠭᠰᠡᠨ ᠦᠰᠦᠭ
ᠨᠠᠷᠠᠯᠢᠬ ᠦᠰᠦᠭ ‍ᠢᠶ᠋ᠠᠨ ᠨᠠᠨᠳᠢᠩᠨᠠᠬᠤ ᠦᠭᠡᠢ ᠶᠠᠪᠤᠪᠠᠯ ᠨᠠᠮᠰᠢᠬᠤ ᠶ᠋ᠢᠨ ᠲᠡᠮᠳᠡᠭ
ᠰᠠᠷᠠᠯᠢᠬ ᠦᠰᠦᠭ ‍ᠢᠶ᠋ᠠᠨ ᠰᠠᠬᠢᠬᠤ ᠦᠭᠡᠢ ᠰᠠᠭᠤᠪᠠᠯ ᠰᠥᠨᠥᠬᠦ ᠶ᠋ᠢᠨ ᠰᠢᠯᠲᠠᠭ
ᠰᠦᠷᠯᠢᠭ ᠦᠰᠦᠭ ‍ᠢᠶ᠋ᠠᠨ ᠰᠤᠷᠬᠤ ᠦᠭᠡᠢ ᠪᠣᠯᠪᠠᠯ ᠰᠦᠢᠷᠡᠬᠦ ᠶ᠋ᠢᠨ ᠰᠡᠵᠢᠭ
ᠥᠷᠯᠥᠭ ᠦᠰᠦᠭ ‍ᠢᠶ᠋ᠠᠨ ᠡᠷᠭᠦᠬᠦ ᠦᠭᠡᠢ ᠬᠠᠶᠠᠪᠠᠯ ᠦᠬᠦᠬᠦ ᠶ᠋ᠢᠨ ᠥᠴᠢᠭ
ᠬᠤᠪᠢᠯᠭᠠᠨ ᠦᠰᠦᠭ ‍ᠢᠶ᠋ᠠᠨ ᠬᠤᠪᠢᠷᠠᠭᠤᠯᠤᠨ ᠰᠣᠯᠢᠪᠠᠯ ᠬᠣᠬᠢᠷᠠᠬᠤ ᠶ᠋ᠢᠨ ᠬᠢᠵᠢᠭ
ᠲᠥᠷᠥ ᠶ᠋ᠢᠨ ᠦᠰᠦᠭ ‍ᠢᠶ᠋ᠠᠨ ᠳᠡᠭᠡᠳᠦᠯᠡᠬᠦ ᠦᠭᠡᠢ ᠣᠷᠬᠢᠪᠠᠯ ᠲᠥᠭᠡᠷᠢᠬᠦ ᠶ᠋ᠢᠨ ᠵᠢᠱᠢᠭ
ᠲᠤᠯᠭᠤᠷ ᠦᠰᠦᠭ ‍ᠢᠶ᠋ᠠᠨ ᠲᠣᠭᠣᠬᠤ ᠦᠭᠡᠢ ᠭᠣᠯᠣᠪᠠᠯ ᠲᠡᠭᠦᠰᠬᠦ ᠶ᠋ᠢᠨ ᠲᠠᠮᠲᠤᠭ
ᠢᠵᠠᠭᠤᠷ ᠦᠰᠦᠭ ‍ᠢᠶ᠋ᠠᠨ ᠢᠷᠦᠭᠡᠬᠦ ᠦᠭᠡᠢ ᠣᠭᠣᠷᠪᠠᠯ ᠢᠯᠠᠭᠳᠠᠬᠤ ᠶ᠋ᠢᠨ ᠶᠠᠷᠰᠢᠬ
ᠭᠡᠭᠡᠨ ᠦᠰᠦᠭ ‍ᠢᠶ᠋ᠠᠨ ᠭᠡᠶ᠋ᠢᠭᠦᠯᠬᠦ ᠦᠭᠡᠢ ᠭᠡᠭᠡᠪᠡᠯ ᠭᠦᠢᠴᠡᠬᠦ ᠶ᠋ᠢᠨ ᠭᠠᠴᠢᠬ
ᠪᠤᠷᠬᠠᠨ ᠦᠰᠦᠭ ‍ᠢᠶ᠋ᠠᠨ ᠪᠦᠲᠦᠭᠡᠬᠦ ᠦᠭᠡᠢ ᠮᠠᠷᠲᠠᠪᠠᠯ ᠪᠠᠯᠠᠶ᠋ᠢᠷᠠᠬᠤ ᠶ᠋ᠢᠨ ᠪᠠᠯᠴᠢᠬ
ᠪᠣᠰᠤᠭ᠎ᠠ ᠦᠰᠦᠭ ‍ᠢᠶ᠋ᠠᠨ ᠪᠤᠯᠭᠢᠭᠤᠯᠬᠤ ᠦᠭᠡᠢ ᠬᠡᠪᠲᠡᠭᠦᠯᠪᠡᠯ ᠪᠤᠯᠠᠭᠳᠠᠬᠤ ᠶ᠋ᠢᠨ ᠪᠤᠷᠲᠠᠭ
ᠵᠣᠭᠰᠣᠭ᠎ᠠ ᠦᠰᠦᠭ ‍ᠢᠶ᠋ᠠᠨ ᠵᠢᠷᠤᠮᠯᠠᠬᠤ ᠦᠭᠡᠢ ᠵᠣᠯᠪᠢᠩᠳᠠᠪᠠᠯ ᠵᠣᠪᠠᠬᠤ ᠶ᠋ᠢᠨ ᠵᠣᠯᠢᠬ
ᠤᠷᠭᠤᠭ᠎ᠠ ᠦᠰᠦᠭ ‍ᠢᠶ᠋ᠠᠨ ᠤᠷᠭᠤᠭᠤᠯᠬᠤ ᠦᠭᠡᠢ ᠤᠨᠠᠭᠠᠪᠠᠯ ᠤᠷᠤᠭᠤᠳᠠᠬᠤ ᠶ᠋ᠢᠨ ᠤᠴᠢᠬ
ᠨᠢᠰᠦᠭᠡ ᠦᠰᠦᠭ ‍ᠢᠶ᠋ᠠᠨ ᠨᠢᠰᠬᠡᠬᠦ ᠦᠭᠡᠢ ᠳᠠᠷᠤᠪᠠᠯ ᠨᠢᠴᠤᠬᠤ ᠶ᠋ᠢᠨ ᠨᠦᠮᠵᠦᠭ
ᠮᠣᠩᠭᠣᠯ ᠪᠢᠴᠢᠭ ‍ᠤᠨ ‍ᠢᠶ᠋ᠠᠨ ᠵᠠᠮ ‍ᠢ ᠬᠠᠭᠠᠪᠠᠯ ᠮᠥᠯᠬᠥᠬᠦ ᠶ᠋ᠢᠨ ᠮᠤᠨᠤᠭ
ᠮᠣᠩᠭᠣᠯ ᠰᠣᠶᠣᠯ ‍ᠤᠨ ‍ᠢᠶ᠋ᠠᠨ ᠮᠥᠷ ‍ᠢ ᠪᠠᠯᠠᠯᠪᠠᠯ ᠮᠥᠬᠥᠬᠦ ᠶ᠋ᠢᠨ ᠢᠷᠮᠡᠭ ᠃

ᠺᠢᠷᠢᠯ ᠥᠰᠤᠭ᠌ ᠊ᠤᠨ ᠭᠡᠶ᠋ᠢᠭᠦᠯᠤᠬ᠋ᠴᠢ ᠄
Цц

ца ᠼᠠ᠊

цэ ᠼᠠ᠊

ци ᠼᠢ᠊

цо ᠼᠣ᠊ цу ᠼᠣ᠊ цө ᠼᠥ᠊ цү ᠼᠥ᠊
Чч

ча ᠴᠠ᠊ чэ ᠴᠠ᠊ чи ᠴᠢ᠊ чо ᠴᠣ᠊ чу ᠴᠣ᠊ чө ᠴᠥ᠊ чү ᠴᠥ᠊
Шш

ша ᠱᠠ᠊ шэ ᠱᠠ᠊ ши ᠱᠢ шо ᠱᠣ᠊ шу ᠱᠣ᠊ шө ᠱᠥ᠊ шү ᠱᠥ᠊
Щщ

ᠡᠰᠢᠼ (щедрин)

ᠱᠸᠳᠠᠷᠢᠨ
цаа буга

ᠴᠠ ᠪᠤᠭᠤ
цагаан цаас

ᠴᠠᠭᠠᠨ

ᠴᠠᠭᠠᠰᠤ
цэрэг

ᠴᠡᠷᠢᠭ᠌
цагдаа

ᠴᠠᠬᠲᠠᠭ᠍ᠠ᠋
цол

ᠴᠣᠯᠣ
цом

ᠴᠣᠮᠣ
цул мах

ᠴᠣᠯ ᠮᠢᠬ᠎‍ᠠ᠋
элсэн цөл

ᠡᠯᠠᠰᠣᠨ ᠴᠥᠯ
цүнх

ᠴᠥᠩᠭᠥ


цөөн

ᠴᠦᠭᠡᠨ
чадах

ᠴᠢᠲᠠᠬᠤ
чадна

ᠴᠢᠳᠠᠨ᠌ᠠ᠋
чиглэл

ᠴᠢᠬ᠋ᠯᠡᠯ
чулуу

ᠴᠢᠯᠠᠭᠤ
чухал

ᠴᠢᠬᠤᠯᠠ
чимэг

ᠴᠢᠮᠡᠭ᠌
бичнэ

ᠪᠢᠴᠢᠨ᠌ᠠ᠋
шууд

ᠰᠢᠭᠤᠳ
баярлалаа

ᠪᠠᠶᠠᠷᠯᠠᠯ᠎‍ᠠ᠋
Мэдлээ

ᠮᠠᠳᠠᠯ᠎‍ᠠ᠋
Ойлголоо

ᠣᠶ᠋ᠢᠯᠭᠠᠯ᠎‍ᠠ᠋


发布     👍 0 举报 写留言 🖊   
✋热门推荐
  • 贝嫂晒家人团聚照
  • 李艺彤为直播道歉
  • 美国发生火车脱轨
  • 央视调查旧手机
  • 科比球衣退役仪式,李易峰录视频致敬:不说再见,感谢有你!
  • 宜家涉嫌巨额逃税 遭欧盟调查涉嫌金额10亿欧元
  • 莎普爱思股票跌停
  • 日磁悬浮丑闻升级
  • 太阳明年将完婚
  • 贝克汉姆晒假期照 小七贝嫂对望融化粉丝
  • 帅炸!美国机场驱鸟犬走红,网友称这狗太帅看一眼就爱上了!
  • 居民楼现2亿钞票,用坏3台点钞机!
  • 卡卡宣布退役,感谢青春有你相陪
  • 赫子铭发声明:我不是渣男不要钱!何洁:你就是想弄死我!
  • 莎普爱思股票跌停 滴眼液生产销售已受到影响
  • 11月房价出炉!济南房价连降四个月,青岛小幅上升...
  • SHINee成员金钟铉疑烧炭自杀身亡,生前简讯曾透露:好辛苦。
  • 贝嫂维多利亚晒一家人团聚照 小七被哥哥们包围
  • 李艺彤为直播道歉,十八线女团戏真多
  • 机场驱鸟犬走红,网友直呼帅炸了!